ᠮᠣᠩᠭᠣᠯ ᠰᠦᠯᠵᠢᠶ᠎ᠡ ᠪᠠᠶᠢᠭᠤᠯᠬᠤ ᠫᠷᠣᠭ᠍ᠷᠠᠮ 0.1 ᠬᠡᠪᠯᠡᠯ
     ᠲᠤᠰ ᠫᠷᠣᠭ᠍ᠷᠠᠮ ᠪᠣᠯ ᠪᠡᠯᠡᠨ ᠪᠠᠶᠢᠭ᠎ᠠ emlog ᠰᠦᠯᠵᠢᠶ᠎ᠡ ᠪᠠᠶᠢᠭᠤᠯᠬᠤ ᠫᠷᠣᠭ᠍ᠷᠠᠮ(5.3 ᠬᠡᠪᠯᠡᠯ) ᠳᠤ ᠪᠠᠭ᠎ᠠ ᠵᠠᠰᠠᠯᠲᠠ ᠣᠷᠣᠭᠤᠯᠤᠭᠠᠳ᠂ ᠮᠣᠩᠭᠣᠯ ᠪᠢᠴᠢᠭ ᠦᠨ ᠴᠢᠭᠯᠡᠯ ᠢᠶᠡᠷ ᠪᠢᠴᠢᠭᠯᠡᠵᠦ ᠴᠢᠳᠠᠬᠤᠶᠢᠴᠠ  ᠮᠣᠩᠭᠣᠯᠴᠢᠯᠠᠭᠰᠠᠨ ᠬᠤᠪᠢ ᠬᠥᠮᠥᠨ ᠦ ᠰᠦᠯᠵᠢᠶ᠎ᠡ ᠪᠠᠶᠢᠭᠤᠯᠬᠤ ᠫᠷᠣᠭ᠍ᠷᠠᠮ ᠪᠤᠯᠤᠨ᠎ᠠ᠃ ᠣᠳᠣ ᠶᠢᠨ  ᠭᠠᠷᠭᠠᠭᠰᠠᠨ ᠡᠨᠡ ᠬᠡᠪᠯᠡᠯ ᠨᠢ  ᠪᠦᠷᠢᠨ ᠪᠦᠲᠦᠨ ᠮᠣᠩᠭᠣᠯᠴᠢᠯᠠᠭᠰᠠᠨ ᠬᠡᠪᠯᠡᠯ ᠪᠢᠰᠢ ᠂ ᠵᠥᠪᠬᠡᠨ ᠮᠢᠨᠦ ᠬᠤᠪᠢ ᠬᠥᠮᠦᠨ ᠦ ᠦᠵᠡᠬᠦ ᠪᠡᠷ ᠴᠢᠬᠤᠯᠠ ᠲᠠᠢ ᠭᠡᠵᠦ ᠪᠣᠳᠣᠭᠳᠠᠭᠰᠠᠨ ᠪᠢᠴᠢᠭᠡᠰᠦ ᠤᠩᠰᠢᠬᠤ ᠬᠠᠭᠤᠳᠠᠰᠤ ᠶᠢ ᠯᠡ ᠮᠣᠩᠭᠣᠯᠴᠢᠯᠠᠭᠰᠠᠨ ᠶᠤᠮ ᠃ ᠮᠠᠰᠢ ᠣᠯᠠᠨ ᠬᠦᠷᠦᠯᠴᠡᠬᠦ ᠦᠭᠡᠢ ᠲᠠᠯ᠎ᠠ ᠲᠠᠢ ᠪᠠᠶᠢᠭ᠎ᠠ ᠨᠢ ᠭᠠᠷᠴᠠᠭ᠎ᠠ ᠦᠭᠡᠢ ᠪᠣᠯᠪᠠᠴᠤ ᠬᠤᠪᠢ ᠬᠥᠮᠦᠨ ᠳᠦ ᠠᠪᠴᠤ ᠬᠡᠯᠡᠪᠡᠯ ᠂ ᠬᠤᠪᠢ ᠶᠢᠨ ᠰᠦᠯᠵᠢᠶ᠎ᠡ ᠪᠠᠶᠢᠭᠤᠯᠬᠤ ᠱᠠᠭᠠᠷᠳᠠᠯᠭ᠎ᠠ ᠶᠢ ᠠᠷᠠᠢ ᠴᠢᠷᠠᠢ ᠬᠠᠩᠭᠠᠵᠤ ᠴᠢᠳᠠᠭᠰᠠᠨ ᠰᠢᠭ᠋ ᠪᠣᠯᠬᠣᠷ ᠡᠨᠳᠡ ᠡᠨᠡ ᠬᠦ ᠲᠤᠷᠰᠢᠨ ᠦᠢᠯᠡᠳᠦᠭᠰᠡᠨ ᠠᠩᠬᠠᠨ ᠤ ᠬᠡᠪᠯᠡᠯ ᠢᠶᠡᠨ 0.1 ᠬᠡᠪᠯᠡᠯ ᠭᠡᠳ ᠥᠪᠡᠷ ᠦᠨ ᠰᠦᠯᠵᠢᠶᠡᠨ ᠳᠡᠭᠡᠨ ᠲᠠᠯᠪᠢᠵᠤ ᠪᠠᠶᠢᠶ᠎ᠠ ᠃ ᠬᠡᠷᠡᠭᠯᠡᠶ᠎ᠡ ᠭᠡᠵᠦ ᠪᠣᠳᠣᠭᠰᠠᠨ ᠬᠥᠮᠦᠰ ᠬᠠᠷᠠᠮᠵᠢ ᠦᠭᠡᠢ ᠲᠠᠲᠠᠵᠤ ᠪᠣᠯᠤᠨ᠎ᠠ ᠃ ᠴᠢᠩᠭᠢᠬᠦ ᠳᠡᠭᠡᠨ ᠥᠪᠡᠷ ᠦᠨ ᠰᠠᠨᠠᠯ ᠵᠥᠪᠯᠡᠮᠵᠢ ᠪᠡᠨ ᠦᠯᠡᠳᠡᠭᠡᠵᠦ ᠪᠠᠶᠢᠪᠠᠯ ᠤᠯᠠᠮ ᠰᠠᠶᠢᠨ ᠶᠤᠮ ᠠ᠋ ᠃
     ᠡᠨᠡ ᠠᠵᠢᠯ ᠢ ᠪᠢ ᠵᠠᠯᠭᠠᠭᠠᠳ ᠬᠢᠨ᠎ᠡ ᠂ ᠵᠥᠪᠬᠡᠨ ᠠᠵᠢᠯ ᠤᠨ ᠴᠢᠯᠦᠭᠡᠨ ᠳᠡᠭᠡᠨ ᠯᠡ ᠰᠠᠶ᠋ᠢ ᠴᠠᠭ  ᠤᠯᠳᠠᠵᠤ ᠬᠢᠳᠡᠭ ᠪᠣᠯᠬᠣᠷ ᠰᠢᠨᠡᠳᠬᠡᠬᠦ ᠬᠤᠭᠤᠴᠠᠭ᠎ᠠ ᠤᠳᠠᠭᠠᠨ ᠪᠠᠶᠢᠵᠤ ᠮᠠᠭᠠᠳ᠂ ᠲᠦᠷ ᠬᠦᠯᠢᠶᠡᠵᠦ ᠪᠠᠶᠢᠭᠠᠷᠠᠢ ᠃ ᠲᠡᠭᠡᠭᠡᠳ 0.1 ᠬᠡᠪᠯᠡᠯ ᠦᠨ ᠲᠤᠬᠠᠢ ᠶᠠᠷᠢᠪᠠᠯ ᠡᠶᠢᠮᠦ ᠪᠠᠶᠢᠨ᠎ᠠ ᠄
   1.ᠪᠢᠴᠢᠭᠡᠰᠦ ᠤᠩᠰᠢᠬᠤ ᠬᠠᠭᠤᠳᠠᠰᠤ ᠶᠢ ᠮᠣᠩᠭᠣᠯᠴᠢᠯᠠᠵᠠᠢ ᠃
   2.ᠪᠢᠴᠢᠭᠡᠰᠦ ᠪᠢᠴᠢᠭᠯᠡᠬᠦ ᠣᠷᠣᠨ ᠢ ᠮᠣᠩᠭᠣᠯ ᠪᠢᠴᠢᠭ ᠦᠨ ᠴᠢᠭᠯᠡᠯ ᠢᠶᠡᠷ ᠲᠣᠬᠢᠷᠠᠭᠤᠯᠵᠠᠢ ᠃
   3.ᠤᠤᠯ ᠫᠷᠣᠭ᠍ᠷᠠᠮ ᠤᠨ 微语 ᠭᠡᠰᠡᠨ ᠴᠢᠳᠠᠮᠵᠢ ᠶᠢ ᠴᠢᠬᠤᠯᠠ ᠦᠭᠡᠢ ᠭᠡᠳ ᠦᠵᠡᠭᠡᠳ ᠠᠪᠴᠤ ᠬᠠᠶᠠᠵᠠᠢ ᠃ ᠬᠡᠳᠦᠶᠢᠪᠡᠷ ᠬᠠᠮᠢᠶᠠᠷᠤᠯᠲᠠ ᠶᠢᠨ ᠬᠠᠭᠤᠳᠠᠰᠤᠨ ᠡᠴᠡ ᠳᠠᠬᠢᠨ ᠰᠡᠷᠭᠦᠭᠡᠵᠦ ᠴᠢᠳᠠᠬᠤ ᠪᠣᠯᠪᠠᠴᠤ ᠪᠢᠲᠡᠭᠡᠢ ᠢᠩᠭᠢᠵᠦ ᠬᠢᠭᠡᠷᠡᠢ ᠭᠡᠳᠡᠭ ᠢ ᠰᠠᠨᠠᠭᠤᠯᠤᠶ᠎ᠠ ᠃ ( ᠤᠴᠢᠷ ᠨᠢ ᠪᠢ ᠡᠨᠡ ᠬᠡᠰᠡᠭ ᠢ ᠮᠣᠩᠭᠣᠯᠴᠢᠯᠠᠭᠰᠠᠨ ᠦᠭᠡᠢ ᠂ ᠰᠡᠷᠭᠦᠭᠡᠬᠦ ᠳᠦ ᠬᠦᠷᠪᠡᠯ ᠬᠢᠲᠠᠳ ᠢᠶᠠᠷ ᠢᠯᠡᠷᠡᠬᠦ ᠮᠥᠷᠲᠡᠭᠡᠨ  ᠪᠤᠰᠤᠳ ᠠᠭᠤᠯᠭ᠎ᠠ ᠶᠢᠨ ᠬᠡᠪ ᠢᠶᠡᠷ ᠢᠯᠡᠷᠡᠬᠦ ᠶᠢ ᠬᠠᠷᠰᠢᠯᠠᠨ᠎ᠠ  )
   4.ᠤᠤᠯ ᠫᠷᠣᠭ᠍ᠷᠠᠮ ᠤᠨ侧边栏 ᠳᠤ ᠢᠯᠡᠷᠡᠳᠡᠭ ᠬᠡᠳᠦ ᠬᠡᠳᠦᠨ ᠠᠭᠤᠯᠭ᠎ᠠ ᠠᠴᠠ ᠵᠥᠪᠬᠡᠨ  ᠠᠩᠭᠢᠯᠠᠯ   ᠪᠣᠯᠤᠨ   ᠬᠠᠶᠢᠯᠲᠠ   ᠶᠢᠨ ᠬᠡᠰᠡᠭ ᠢ ᠦᠯᠡᠳᠡᠭᠡᠵᠡᠢ ᠃ ᠪᠤᠰᠤᠳ ᠠᠭᠤᠯᠭ᠎ᠠ ᠶᠢ ᠬᠡᠳᠦᠶᠢᠪᠡᠷ ᠮᠦᠨ ᠴᠤ ᠬᠠᠮᠢᠶᠠᠷᠤᠯᠲᠠ ᠶᠢᠨ ᠬᠠᠭᠤᠳᠠᠰᠤᠨ ᠠᠴᠠ ᠳᠠᠬᠢᠨ ᠰᠡᠷᠭᠦᠭᠡᠵᠦ ᠴᠢᠳᠠᠬᠤ ᠪᠣᠯᠪᠠᠴᠤ ᠮᠦᠨ ᠯᠡ ᠪᠢᠲᠡᠭᠡᠢ ᠢᠩᠭᠢᠵᠦ ᠬᠢᠭᠡᠷᠡᠢ ᠭᠡᠳᠡᠭ ᠢᠶᠡᠨ ᠰᠠᠨᠠᠭᠤᠯᠤᠶ᠎ᠠ ᠃ ( ᠰᠢᠯᠲᠠᠭᠠᠨ ᠨᠢ ᠭᠤᠷᠪᠠ ᠳᠡᠬᠢ ᠲᠡᠢ ᠠᠳᠠᠯᠢ )
  5.ᠫᠷᠣᠭ᠍ᠷᠠᠮ ᠢ ᠠᠩᠬ᠎ᠠ ᠰᠠᠭᠤᠯᠭᠠᠭᠰᠠᠨ ᠤ ᠳᠠᠷᠠᠭ᠎ᠠ ᠪᠢᠴᠢᠭᠡᠰᠦ ᠤᠩᠰᠢᠬᠤ ᠬᠠᠭᠤᠳᠠᠰᠤᠨ ᠳᠡᠬᠢ   ᠠᠩᠭᠢᠯᠠᠯ   ᠪᠠ   ᠡᠷᠢᠶ᠎ᠡ   ᠬᠣᠶᠠᠷ ᠦᠰᠦᠭ ᠨᠢ ᠳᠠᠪᠬᠤᠴᠠᠭᠰᠠᠨ ᠪᠠᠶᠢᠳᠠᠭ ᠃ ᠡᠨᠡ ᠨᠢ ᠠᠩᠭᠢᠯᠠᠯ ᠳᠣᠣᠷ᠎ᠠ ᠠᠭᠤᠯᠭ᠎ᠠ ᠦᠭᠡᠢ ᠡᠴᠡ ᠪᠣᠯᠤᠭᠰᠠᠨ ᠶᠤᠮ ᠃ ᠡᠭᠦᠨ ᠢ ᠬᠠᠮᠢᠶᠠᠷᠤᠯᠲᠠ ᠶᠢᠨ ᠬᠠᠭᠤᠳᠠᠰᠤᠨ ᠳᠤ ᠣᠷᠣᠭᠠᠳ ᠲᠠᠭᠯᠠᠪᠠᠯ ᠪᠣᠯᠴᠢᠬᠠᠨ᠎ᠠ ᠃ ( ᠬᠣᠶᠠᠷ ᠪᠤᠶᠤ ᠬᠣᠶᠠᠷ ᠠᠴᠠ ᠳᠡᠭᠡᠰᠢᠬᠢ ᠠᠭᠤᠯᠭ᠎ᠠ ᠲᠠᠢ ᠦᠶ᠎ᠡ ᠳᠦ ᠬᠡᠪ ᠢᠶᠡᠷ ᠢᠯᠡᠷᠡᠵᠦ ᠴᠢᠳᠠᠨ᠎ᠠ )
  6.Firefox  Chrome  ᠳᠡᠭᠡᠷ᠎ᠡ ᠬᠡᠪ ᠢᠶᠡᠷ ᠢᠯᠡᠷᠡᠵᠦ ᠴᠢᠳᠠᠨ᠎ᠠ᠃

ᠵᠠ ᠂  ᠡᠶᠢᠮᠦ ᠯᠡ ᠪᠠᠶᠢᠨ᠎ᠠ ᠂ ᠰᠣᠨᠢᠷᠬᠠᠨ ᠬᠡᠷᠡᠭᠯᠡᠬᠦ ᠪᠣᠯᠪᠠᠤ

ᠮᠣᠩᠭᠣᠯ ᠰᠦᠯᠵᠢᠶ᠎ᠡ ᠪᠠᠶᠢᠭᠤᠯᠬᠤ ᠫᠷᠣᠭ᠍ᠷᠠᠮ 0.1 ᠬᠡᠪᠯᠡᠯᠶᠠᠷᠢᠯᠴᠠᠶ᠎ᠠ ᠄

Powered by emlog
ᠤᠷᠠᠳ · ᠳᠦᠭᠦᠷᠡᠩ ᠮᠣᠩᠭᠣᠯᠴᠢᠯᠠᠪᠠ